魔镜歌词网
魔镜歌词网 > 男生歌手 > 腾格尔 > 他乡就是天堂吗 > 落发

腾格尔



歌词
专辑列表
歌手介绍

腾格尔

落发

作词:腾格尔
作曲:腾格尔

ᠬᠠᠯᠢᠮᠠᠭ ᠶᠢᠡᠨ ᠪᠠᠷᠢᠭᠰᠠᠨ ᠮᠢᠨᠦ ᠲᠤᠯᠤᠭᠠᠢ
ᠬᠠᠯᠵᠠᠨ ᠪᠤᠯᠬᠤ ᠵᠦᠭ ᠲᠡᠭᠡᠨ ᠤᠶ᠋ᠢᠷᠠᠳᠤᠯ᠎ᠠ
ᠬᠠᠶ᠋ᠢᠷᠠᠨ ᠦᠰᠦ ᠬᠠᠶ᠋ᠢᠷᠠᠨ ᠦᠰᠦ
ᠬᠠᠷᠢᠭᠠᠳ ᠶᠠᠪᠤᠭᠰᠠᠨ ᠵᠠᠯᠠᠭᠤ ᠨᠠᠰᠤ
ᠰᠢᠷᠬᠡᠭ ᠪᠦᠷᠢ ᠳᠡᠭᠡᠨ ᠮᠢᠨᠦ ᠠᠮᠢᠳᠤᠷᠠᠯ ᠢ
ᠰᠢᠩᠭᠡᠭᠡᠯᠲᠡ ᠶᠢᠨ ᠪᠦᠰᠡ ᠰᠢᠭ ᠲᠡᠮᠳᠡᠭᠯᠡᠵᠦ ᠠᠪᠤᠭᠠᠳ
ᠰᠢᠩᠭᠡᠷᠡᠬᠦ ᠪᠦᠷᠢ ᠳᠡᠭᠡᠨ ᠮᠢᠨᠦ ᠰᠡᠳᠭᠢᠯ ᠢ
ᠰᠢᠷᠢᠯᠳᠦᠭᠰᠡᠨ ᠤᠯᠤᠰᠤ ᠰᠢᠭ ᠡᠭᠡᠳᠡᠷᠡᠭᠦᠯᠵᠦ ᠤᠷᠬᠢᠭᠠᠳ
ᠨᠠᠰᠤ ᠵᠠᠯᠠᠭᠤ ᠳᠤ ᠴᠢᠷᠠᠢ ᠴᠢᠮᠡᠭᠯᠡᠵᠦ
ᠤᠷᠭᠤᠬᠤ ᠴᠠᠭ ᠲᠠᠭᠠᠨ ᠤᠷᠭᠤᠯ᠎ᠠ ᠴᠢ ᠮᠢᠨᠢ
ᠨᠠᠮᠤᠷ ᠤᠨ ᠨᠠᠪᠴᠢ ᠰᠢᠭ ᠲᠤᠯᠤᠭᠠᠢ ᠨᠢᠴᠦᠭᠦᠯᠡᠵᠦ
ᠤᠨᠠᠬᠤ ᠴᠠᠭ ᠲᠠᠭᠠᠨ ᠤᠨᠠᠯ᠎ᠠ ᠴᠢ ᠮᠢᠨᠢ
ᠳᠡᠩᠳᠡᠭᠦᠦ ᠡᠷᠲᠡ ᠤᠨᠠᠭᠰᠠᠨ ᠴᠢᠮ᠎ᠠ ᠶᠢ ᠪᠠᠨ
ᠳᠡᠯᠡᠬᠡᠢ ᠳᠦ ᠪᠢ ᠬᠠᠮᠢᠭ᠎ᠠ ᠡᠴᠡ ᠡᠷᠢᠬᠦᠪ
ᠤᠴᠢᠷᠲᠠᠢ ᠶᠠᠭᠤᠮᠠᠨ ᠳᠠᠭᠠᠨ ᠤᠨᠠᠭᠰᠠᠨ ᠪᠠᠶ᠋ᠢᠪᠠᠯ
ᠤᠷᠭᠤᠬᠤ ᠳᠠᠭᠠᠨ ᠠᠳᠠᠯᠢ ᠤᠨᠠᠬᠤ ᠨᠢ ᠴᠤ ᠰᠠᠶ᠋ᠢᠬᠠᠨ
ᠬᠠᠯᠢᠮᠠᠭ ᠶᠢᠡᠨ ᠪᠠᠷᠢᠭᠰᠠᠨ ᠮᠢᠨᠦ ᠲᠤᠯᠤᠭᠠᠢ
更多更详尽歌词 在 ※ Mojim.com 魔镜歌词网
ᠬᠠᠯᠵᠠᠨ ᠪᠤᠯᠬᠤ ᠵᠦᠭ ᠲᠡᠭᠡᠨ ᠤᠶ᠋ᠢᠷᠠᠳᠤᠯ᠎ᠠ
ᠬᠠᠶ᠋ᠢᠷᠠᠨ ᠦᠰᠦ ᠬᠠᠶ᠋ᠢᠷᠠᠨ ᠦᠰᠦ
ᠬᠠᠷᠢᠭᠠᠳ ᠶᠠᠪᠤᠭᠰᠠᠨ ᠵᠠᠯᠠᠭᠤ ᠨᠠᠰᠤ
ᠰᠢᠷᠬᠡᠭ ᠪᠦᠷᠢ ᠳᠡᠭᠡᠨ ᠮᠢᠨᠦ ᠠᠮᠢᠳᠤᠷᠠᠯ ᠢ
ᠰᠢᠩᠭᠡᠭᠡᠯᠲᠡ ᠶᠢᠨ ᠪᠦᠰᠡ ᠰᠢᠭ ᠲᠡᠮᠳᠡᠭᠯᠡᠵᠦ ᠠᠪᠤᠭᠠᠳ
ᠰᠢᠩᠭᠡᠷᠡᠬᠦ ᠪᠦᠷᠢ ᠳᠡᠭᠡᠨ ᠮᠢᠨᠦ ᠰᠡᠳᠭᠢᠯ ᠢ
ᠰᠢᠷᠢᠯᠳᠦᠭᠰᠡᠨ ᠤᠯᠤᠰᠤ ᠰᠢᠭ ᠡᠭᠡᠳᠡᠷᠡᠭᠦᠯᠵᠦ ᠤᠷᠬᠢᠭᠠᠳ
ᠨᠠᠰᠤ ᠵᠠᠯᠠᠭᠤ ᠳᠤ ᠴᠢᠷᠠᠢ ᠴᠢᠮᠡᠭᠯᠡᠵᠦ
ᠤᠷᠭᠤᠬᠤ ᠴᠠᠭ ᠲᠠᠭᠠᠨ ᠤᠷᠭᠤᠯ᠎ᠠ ᠴᠢ ᠮᠢᠨᠢ
ᠨᠠᠮᠤᠷ ᠤᠨ ᠨᠠᠪᠴᠢ ᠰᠢᠭ ᠲᠤᠯᠤᠭᠠᠢ ᠨᠢᠴᠦᠭᠦᠯᠡᠵᠦ
ᠤᠨᠠᠬᠤ ᠴᠠᠭ ᠲᠠᠭᠠᠨ ᠤᠨᠠᠯ᠎ᠠ ᠴᠢ ᠮᠢᠨᠢ
ᠳᠡᠩᠳᠡᠭᠦᠦ ᠡᠷᠲᠡ ᠤᠨᠠᠭᠰᠠᠨ ᠴᠢᠮ᠎ᠠ ᠶᠢ
ᠳᠡᠯᠡᠬᠡᠢ ᠳᠦ ᠪᠢ ᠬᠠᠮᠢᠭ᠎ᠠ ᠡᠴᠡ ᠡᠷᠢᠬᠦᠪ
ᠤᠴᠢᠷᠲᠠᠢ ᠶᠠᠭᠤᠮᠠᠨ ᠳᠠᠭᠠᠨ ᠤᠨᠠᠭᠰᠠᠨ ᠪᠤᠯ
ᠤᠷᠭᠤᠬᠤ ᠳᠠᠭᠠᠨ ᠠᠳᠠᠯᠢ ᠤᠨᠠᠬᠤ ᠨᠢ ᠴᠤ ᠰᠠᠶ᠋ᠢᠬᠠᠨ
ᠬᠠᠯᠢᠮᠠᠭ ᠶᠢᠡᠨ ᠪᠠᠷᠢᠭᠰᠠᠨ ᠮᠢᠨᠦ ᠲᠤᠯᠤᠭᠠᠢ
ᠬᠠᠯᠵᠠᠨ ᠪᠤᠯᠬᠤ ᠵᠦᠭ ᠲᠡᠭᠡᠨ
ᠬᠠᠯᠵᠠᠨ ᠪᠤᠯᠬᠤ ᠵᠦᠭ ᠲᠡᠭᠡᠨ ᠤᠶ᠋ᠢᠷᠠᠳᠤᠯ᠎ᠠ